50 dolarów „6% obligacja” (Mongolia) 1921
Charakterystyka banknotu
ᠮᠣᠩᠭᠣᠯ ᠤᠯᠤᠰ ᠤᠨ ᠰᠠᠩ ᠠᠴᠠ ᠣᠯᠠᠨᠠ ᠡᠷᠭᠦᠭᠳᠡᠭᠰᠡᠨ ᠦ ᠠᠷᠪᠠᠨ ᠨᠢᠭᠡᠳᠦᠭᠡᠷ ᠣᠨ ᠠᠷᠪᠠᠨ ᠰᠠᠷᠠ ᠶᠢᠨ ᠬᠣᠷᠢᠨ ᠬᠦᠷᠲᠡᠯᠡ ᠬᠡᠮᠡᠬᠦ ᠬᠤᠭᠤᠴᠠᠭᠠ ᠪᠠᠷ ᠭᠠᠷᠭᠠᠭᠰᠠᠨ ᠪᠦᠭᠦᠳᠡ ᠨᠢᠭᠡᠨ ᠵᠠᠭᠤᠨ ᠬᠤᠪᠢ ᠠᠴᠠ ᠵᠢᠷᠭᠤᠭᠠᠨ ᠬᠤᠪ ᠤᠨ ᠬᠡᠦ ᠦᠷᠡᠵᠢᠭᠦᠯᠵᠦ ᠪᠦᠬᠦᠢ ᠪᠠᠭᠠ ᠪᠣᠯᠵᠣᠭᠠᠲᠤ ᠪᠠᠲᠤᠯᠠᠭᠠᠨ ᠤ ᠲᠡᠮᠳᠡᠭ᠃ ᠡᠨᠡᠬᠦ ᠪᠠᠲᠤᠯᠠᠭᠠᠨ ᠤ ᠲᠡᠮᠳᠡᠭ ᠢ ᠲᠤᠰᠢᠶᠠᠭᠰᠠᠨ ᠬᠦᠨᠳᠦ ᠤᠭ ᠲᠣᠭᠲᠠᠭᠰᠠᠨ ᠪᠣᠯᠵᠣᠭᠠ
ᠰᠠᠩ ᠤᠨ ᠶᠠᠮᠤᠨ ᠠᠴᠠ ᠠᠷᠪᠠᠨ ᠶᠠᠩᠴᠢᠶᠠᠨ ᠤ ᠪᠡᠯᠡᠨ ᠮᠥᠩᠭᠥᠨ ᠦ ᠵᠦᠢᠯ ᠢ ᠭᠦᠢᠴᠡᠳᠭᠡᠨ ᠲᠥᠯᠮᠣᠢ᠃ ᠡᠭᠦᠨ ᠦ ᠲᠤᠯᠠ ᠭᠠᠷ ᠤᠨ ᠵᠢᠷᠤᠭ ᠲᠠᠯᠪᠢᠭᠰᠠᠨ ᠰᠠᠩ ᠤᠨ ᠶᠠᠮᠤᠨ ᠤ ᠲᠡᠷᠢᠭᠦᠨ ᠰᠠᠶᠢᠳ᠃ ᠰᠠᠩ ᠤᠨ ᠶᠠᠮᠤᠨ ᠤ ᠵᠦᠪᠳᠡᠬᠦ ᠲᠦᠰᠢᠮᠡᠯ᠃ ᠨᠡᠶᠢᠰᠯᠡᠯ ᠬᠦᠷᠢᠶᠡ᠃ ᠣᠯᠠᠨᠠ ᠡᠷᠭᠦᠭᠳᠡᠭᠰᠡᠨ ᠦ ᠠᠷᠪᠠᠨ ᠨᠢᠭᠡᠳᠦᠭᠡᠷ ᠣᠨ᠂ ᠳᠥᠷᠪᠡᠨ ᠰᠠᠷᠠ ᠶᠢᠨ ᠬᠣᠷᠢᠨ ᠅
MONGOLIAN GOVERNMENT'S TREASURE.
6 % PROVISIONARY OBLIGATION.
50 DOLLARS
6 % КРАТКОСРОЧНОЕ ОБЯЗАТЕЛЬСТВО
МОНГОЛЬСКИЙ ГОСУДАРСТВЕННОЙ КАЗНЫ
50 ДОЛЛАРОВЪ
ᠡᠨᠡᠬᠦ ᠪᠠᠭᠠ ᠪᠣᠯᠵᠣᠭᠠᠲᠤ ᠪᠠᠲᠤᠯᠠᠭᠠᠨ ᠤ ᠲᠡᠮᠳᠡᠭ ᠪᠣᠯᠪᠠᠰᠤ ᠠᠯᠢᠪᠠ ᠠᠯᠪᠠᠨ ᠤ ᠭᠠᠵᠠᠷ ᠤᠳ ᠲᠤ ᠪᠡᠯᠡᠨ ᠮᠥᠩᠭᠥᠨ ᠦ ᠵᠦᠢᠯ ᠲᠡᠢ ᠠᠳᠠᠯᠢ᠂ ᠲᠣᠭᠠᠨ ᠤ ᠶᠣᠰᠣᠭᠠᠷ ᠠᠪᠤᠮᠤᠢ᠃ ᠪᠠᠲᠤᠯᠠᠭᠠᠨ ᠤ ᠲᠡᠮᠳᠡᠭ ᠢ ᠡᠨᠡ ᠣᠨ᠂ ᠠᠷᠪᠠᠨ ᠰᠠᠷᠠ ᠶᠢᠨ ᠬᠣᠷᠢᠨ ᠠᠴᠠ ᠡᠬᠢᠯᠡᠨ ᠰᠠᠩ ᠤᠨ ᠶᠠᠮᠤᠨ ᠢᠶᠠᠨ ᠪᠦᠯᠢᠶᠡᠬᠡᠨ ᠮᠥᠩᠭᠥᠨ ᠦ ᠵᠦᠢᠯ ᠢᠶᠡᠷ ᠰᠣᠯᠢᠭᠤᠯᠤᠨ ᠬᠤᠷᠢᠶᠠᠮᠤᠢ ᠬᠡᠮᠡᠬᠦ ᠪᠣᠯᠵᠣᠨ ᠳᠣᠣᠷᠠ ᠦᠯᠦ ᠲᠤᠰᠢᠶᠠᠭᠰᠠᠨ ᠲᠡᠮᠳᠡᠭ ᠢ ᠳᠠᠷᠤᠭᠠ ᠪᠣᠯᠬᠤ ᠲᠠᠪᠤᠨ ᠵᠢᠯ ᠳᠣᠲᠣᠷᠠ ᠰᠣᠯᠢᠭᠤᠯᠵᠤ ᠪᠣᠯᠬᠤ ᠠᠴᠠ ᠭᠠᠳᠠᠨᠠ ᠬᠡᠷᠪᠡ ᠮᠥᠩᠬᠦᠦ ᠴᠠᠭ ᠲᠤ ᠰᠤᠯᠢᠵᠤ ᠦᠯᠦ ᠴᠢᠳᠠᠭᠰᠠᠨ ᠲᠡᠮᠳᠡᠭ ᠪᠣᠯᠬᠤ ᠠᠪᠠᠰᠤ ᠬᠡᠷᠡᠭᠰᠡᠬᠦ ᠦᠭᠡᠢ ᠪᠣᠯᠤᠮᠤᠢ᠃ ᠪᠠᠲᠤᠯᠠᠭᠠᠨ ᠤ ᠲᠡᠮᠳᠡᠭ ᠢ ᠪᠠᠷᠢᠭᠴᠢᠳ ᠲᠤ ᠠᠷᠪᠠᠨ ᠶᠠᠩᠴᠢᠶᠠᠨ ᠲᠤᠲᠤᠮ ᠠᠴᠠ ᠨᠢᠭᠡ ᠵᠢᠯ ᠳᠣᠣᠷᠠ ᠵᠢᠷᠭᠤᠭᠠᠨ ᠶᠠᠩᠴᠢᠶᠠᠨ ᠤ ᠬᠡᠦ ᠦᠷᠡᠵᠢᠭᠦᠯᠦᠨ ᠠᠰᠢᠭ ᠪᠣᠯᠭᠠᠮᠤᠢ᠃ ᠬᠡᠮᠡᠭᠰᠡᠨ ᠠᠰᠢᠭ ᠢ ᠰᠠᠷᠠ ᠳᠠᠷᠠᠭᠠᠯᠠᠨ ᠥᠩᠭᠡᠷᠡᠭᠡᠭᠰᠡᠨ ᠰᠠᠷᠠ ᠪᠦᠷᠢ ᠪᠣᠳᠣᠵᠤ ᠬᠠᠷᠢᠨ ᠲᠡᠮᠳᠡᠭ ᠭᠠᠷᠤᠭᠰᠠᠨ ᠠᠴᠠ ᠡᠬᠢᠯᠡᠨ ᠨᠢᠭᠡᠨ ᠵᠢᠯ ᠦᠨ ᠬᠦ ᠡᠴᠡ ᠬᠡᠲᠦᠷᠡᠭᠦᠯᠬᠦ ᠦᠭᠡᠢ ᠪᠡᠷ ᠣᠯᠭᠤᠮᠤᠢ᠃ ᠡᠨᠡᠬᠦ ᠬᠡᠦ ᠪᠣᠯᠪᠠᠰᠤ ᠪᠠᠲᠤᠯᠠᠭᠠᠨ ᠤ ᠲᠡᠮᠳᠡᠭ ᠢ ᠪᠡᠯᠡᠨ ᠮᠥᠩᠭᠥ ᠵᠦᠢᠯ ᠢᠶᠡᠷ ᠰᠣᠯᠢᠭᠤᠯᠬᠤ ᠶᠢᠨ ᠴᠠᠭ ᠲᠤ ᠬᠠᠮᠲᠤ ᠪᠠᠷ ᠰᠠᠩ ᠤᠨ ᠶᠠᠮᠤᠨ ᠠᠴᠠ ᠭᠦᠢᠴᠡᠳᠭᠡᠨ ᠲᠥᠯᠮᠣᠢ᠃
Payable to the bearer on demand in local currency on or after november 20-th 1921.
Срокъ обмѣна на наличную валюту 20 ноября 1921 г.
Adres strony zawierającej błąd:
https://numisclub.org/pl/banknotes/50-dolarow-6-obligacja-mongolia-1921/Tekst z błędem:
Twój komentarz lub poprawna wersja:
Ceny w powyższej tabeli podane są w dolarach amerykańskich (USD). Opierają się one na sprzedaży prowadzonej na platformach internetowych. Mają one charakter wyłącznie orientacyjny i nie są przeznaczone do celów kupna, sprzedaży ani handlu.
